2021-01-01

ᠥᠪᠥᠷ ᠮᠣᠩᠭᠣᠯ

ᠥᠪᠥᠷ ᠮᠣᠩᠭᠣᠯ

2020-08-03

ᠣᠭᠣᠨᠣᠰ ᠴᠣᠭᠲᠤ ᠪᠠᠭᠰᠢ ᠶ᠋ᠢᠨ ᠤᠷᠢᠶᠠᠯᠭ᠎ᠠ



ᠭᠠᠷ ᠤ᠋ᠨ ᠦᠰᠦᠭ ᠵᠢᠷᠤᠬᠤ ᠰᠠᠢᠲ᠄ http://mongolhel.org

2019-12-29

ᠠᠮᠸᠷᠢᠺᠠ ᠶ᠋ᠢᠨ ᠨᠢᠭᠡᠳᠦᠭᠰᠡᠨ ᠤᠯᠤᠰ ᠦ᠋ᠨ ᠬᠤᠷᠠᠯ ᠳ᠋ᠤ᠌


     ᠢᠯᠡ ᠵᠠᠬᠢᠳᠠᠯ

     ᠡᠷᠬᠢᠮ ᠬᠤᠷᠠᠯ ᠤ᠋ᠨ ᠭᠡᠰᠢᠭᠦᠳ ᠲᠦ᠍ ᠲᠦᠮᠡᠨ ᠠᠮᠤᠭᠤᠯᠠᠩ ᠠᠢᠯᠠᠳᠭᠠᠶ᠎ᠠ᠃

     ᠡᠮᠦᠨᠡᠳᠦ ᠮᠣᠩᠭᠤᠯ ᠤ᠋ᠨ ᠶᠡᠬᠡ ᠬᠤᠷᠠᠯᠳᠠᠢ ᠶ᠋ᠢᠨ ᠵᠢᠷᠤᠮ ᠤ᠋ᠨ ᠨᠥᠬᠦᠳ ᠪᠢᠳᠡ ᠲᠠ ᠪᠦᠬᠦᠨ ᠦ᠌ ᠪᠠᠲᠤᠯᠠᠭᠰᠠᠨ ᠰᠢᠶᠠᠩᠭᠠᠩ ᠤ᠋ᠨ ᠠᠷᠠᠳᠴᠢᠯᠠᠯ᠂ ᠬᠥᠮᠦᠨ ᠦ᠌ ᠡᠷᠬᠡ ᠶ᠋ᠢᠨ ᠲᠤᠬᠠᠢ ᠬᠠᠤᠯᠢ᠂ ᠬᠢᠲᠠᠳ ᠲᠠᠬᠢ ᠤᠢᠭᠤᠷᠴᠤᠳ ᠢ᠋ ᠬᠠᠮᠠᠭᠠᠯᠠᠬᠤ ᠲᠤᠬᠠᠢ ᠬᠠᠤᠯᠢ᠂ ᠮᠥᠨ ᠠᠮᠸᠷᠢᠺᠠ ᠶ᠋ᠢᠨ ᠬᠣᠯᠪᠤᠭᠠᠨ ᠤ᠋ ᠤᠯᠤᠰ ᠤ᠋ᠨ ᠣᠷᠤᠨ ᠨᠤᠲᠤᠭ ᠤ᠋ᠨ ᠲᠥᠯᠦᠭᠡᠯᠡᠭᠴᠢᠳ ᠤᠢᠭᠤᠷ ᠤ᠋ᠨ ᠠᠺᠢᠲ᠋ᠠ ᠲᠤᠢᠯ ᠤ᠋ᠨ ᠶᠡᠬᠡ ᠲᠠᠯᠠᠷᠬᠠᠨ ᠳᠡᠮᠵᠢᠵᠦ᠂ ᠰᠡᠳᠭᠢᠯ ᠬᠥᠲᠦᠯᠦᠨ ᠬᠦᠯᠢᠶᠡᠵᠦ ᠠᠪᠤᠯ᠎ᠠ᠃ ᠡᠨᠡ ᠨᠢ ᠬᠢᠲᠠᠳ ᠤ᠋ᠨ ᠹᠠᠱᠢᠰ᠂ ᠺᠣᠯᠣᠨᠢᠴᠢᠯᠠᠯ ᠳ᠋ᠤ᠌ ᠡᠷᠡᠰ ᠰᠢᠢᠳᠮᠡᠬᠡᠢ ᠴᠣᠬᠢᠯᠲᠠ ᠪᠣᠯᠵᠤ᠂ ᠳᠠᠶᠠᠩ ᠳᠡᠯᠡᠬᠡᠢ ᠳ᠋ᠦ᠍ ᠠᠶᠤᠯ ᠤᠴᠠᠷᠠᠭᠤᠯᠵᠤ ᠪᠠᠢᠭ᠎ᠠ ᠪᠡᠭᠡᠵᠢᠩ ᠦ᠋ᠨ ᠵᠠᠩᠵᠤᠯᠠᠨ ᠨᠣᠶᠠᠯᠠᠬᠤ᠂ ᠲᠦᠷᠢᠮᠡᠭᠡᠢᠯᠡᠨ ᠲᠡᠯᠡᠬᠦ ᠦᠵᠡᠯ ᠦ᠋ᠨ ᠡᠰᠡᠷᠭᠦ ᠰᠢᠳᠤᠷᠭᠤ ᠬᠥᠮᠦᠨ ᠲᠥᠷᠦᠯᠬᠢᠲᠡᠨ ᠡᠪ ᠰᠠᠨᠠᠭ᠎ᠠ ᠪᠠᠨ ᠨᠢᠭᠡᠳᠭᠡᠨ᠂ ᠮᠥᠷ ᠵᠡᠷᠭᠡᠴᠡᠨ᠂ ᠬᠦᠴᠦ ᠪᠡᠨ ᠨᠡᠢᠯᠡᠭᠦᠯᠦᠨ ᠲᠡᠮᠡᠴᠡᠬᠦ ᠢᠯᠠᠬᠤ ᠶ᠋ᠢᠨ ᠤᠷᠢᠶ᠎ᠠ ᠪᠣᠯᠤᠯ᠎ᠠ᠃

     ᠡᠮᠦᠨᠡᠳᠦ ᠮᠣᠩᠭᠤᠯ ᠤ᠋ᠨ ᠶᠡᠬᠡ ᠬᠤᠷᠠᠯᠳᠠᠢ ᠪᠣᠯ ᠪᠦᠭᠦᠳᠡ ᠨᠠᠢᠷᠠᠮᠳᠠᠬᠤ ᠬᠢᠲᠠᠳ ᠠᠷᠠᠳ ᠤᠯᠤᠰ ᠲᠠᠬᠢ ᠤᠤᠭᠠᠯ ᠮᠣᠩᠭᠤᠯᠴᠤᠳ ᠤ᠋ᠨ ᠡᠷᠬᠡ ᠠᠰᠢᠭ ᠢ᠋ ᠬᠠᠮᠠᠭᠠᠯᠠᠬᠤ ᠵᠣᠷᠢᠯᠭ᠎ᠠ ᠲᠠᠢ ᠪᠠᠷ 2016 ᠣᠨ ᠳ᠋ᠤ᠌ ᠡᠮᠦᠨᠡᠳᠦ ᠮᠣᠩᠭᠤᠯᠴᠤᠳ ᠤ᠋ᠨ ᠶᠠᠩᠵᠤ ᠪᠦᠷᠢ ᠶ᠋ᠢᠨ ᠨᠠᠮ ᠬᠣᠯᠪᠤᠭ᠎ᠠ ᠡᠪᠯᠡᠯᠳᠦᠨ ᠨᠢᠭᠡᠳᠴᠦ᠂ ᠶᠠᠫᠤᠨ ᠤᠯᠤᠰ ᠤ᠋ᠨ ᠲᠤᠤᠺᠢᠣ᠋ ᠬᠣᠲᠠ ᠳ᠋ᠤ᠌ ᠡᠭᠦᠰᠭᠡᠨ ᠪᠠᠢᠭᠤᠯᠤᠭᠰᠠᠨ ᠲᠥᠷᠦ ᠶ᠋ᠢᠨ ᠪᠤᠰᠤ ᠪᠠᠢᠭᠤᠯᠭ᠎ᠠ ᠪᠢᠯᠡ᠃

     ᠡᠮᠦᠨᠡᠳᠦ ᠮᠣᠩᠭᠤᠯ ᠪᠤᠶᠤ ᠪᠦᠭᠦᠳᠡ ᠨᠠᠢᠷᠠᠮᠳᠠᠬᠤ ᠬᠢᠲᠠᠳ ᠠᠷᠠᠳ ᠤᠯᠤᠰ ᠲᠠᠬᠢ ᠤᠤᠭᠠᠯ ᠮᠣᠩᠭᠤᠯᠴᠤᠳ ᠨᠢ ᠲᠤᠰ ᠤᠯᠤᠰ ᠤ᠋ᠨ ᠬᠠᠮᠤᠭ ᠤ᠋ᠨ ᠶᠡᠬᠡ ᠺᠣᠯᠣᠨᠢᠴᠢᠯᠠᠭᠳᠠᠵᠤ ᠵᠣᠪᠠᠭᠰᠠᠨ ᠴᠥᠭᠡᠩᠬᠢ ᠠᠷᠠᠳ ᠲᠦᠮᠡᠨ ᠨᠦ᠍ᠭᠦᠳ ᠦ᠋ᠨ ᠨᠢᠭᠡ ᠶᠦ᠍ᠮ᠃

2019-12-28

ᠮᠣᠩᠭᠣᠯ ᠰᠤᠳᠤᠯᠤᠭᠠᠴᠢ ᠣᠭᠣᠨᠣᠰ ᠴᠣᠭᠲᠤ

ᠦᠪᠦᠷ ᠮᠣᠩᠭᠣᠯ ᠮᠠᠯᠴᠢᠳ ᠦ᠋ᠨ ᠶᠠᠳᠠᠭᠤᠷᠠᠯ ᠦ᠋ᠨ ᠲᠤᠬᠠᠢ

ᠮᠠᠨᠵᠤ ᠣᠭᠢᠨ ᠠ᠋ᠴᠠ ᠮᠣᠩᠭᠤᠯᠴᠤᠳ ᠲᠤ᠌ ᠥᠭᠭᠦᠭᠰᠡᠨ ᠵᠠᠬᠢᠳᠠᠯ

ᠥᠪᠦᠷ ᠮᠣᠩᠭᠤᠯ ᠳ᠋ᠤ᠌ ᠦᠷᠨᠢᠭᠰᠡᠨ ᠰᠤᠶᠤᠯ ᠦ᠋ᠨ ᠬᠤᠪᠢᠰᠬᠠᠯ

ᠮᠣᠩᠭᠣᠯ ᠬᠥᠮᠥᠨ ᠬᠢᠭᠡᠳ ᠬᠢᠲᠠᠳ ᠬᠥᠮᠥᠨ

ᠥᠪᠦᠷ ᠮᠣᠩᠭᠤᠯ ᠳ᠋ᠤ᠌ ᠬᠥᠮᠥᠨ ᠤ ᠡᠷᠬᠡ ᠪᠠᠢᠳᠠᠭ ᠦ᠋ᠤ

2019-01-01

ᠦᠪᠦᠷ ᠮᠣᠩᠭᠣᠯ

ᠠᠯᠠᠱᠠ ᠠᠢᠮᠠᠭ, ᠤᠯᠠᠭᠠᠨᠴᠠᠪ ᠠᠢᠮᠠᠭ, ᠪᠠᠶᠠᠨᠨᠠᠭᠤᠷ ᠠᠢᠮᠠᠭ, ᠬᠢᠩᠭᠠᠨ ᠠᠢᠮᠠᠭ, ᠬᠥᠯᠥᠨ ᠪᠥᠢᠷ ᠠᠢᠮᠠᠭ, ᠰᠢᠯᠢ ᠢᠨ ᠭᠣᠣᠯ ᠠᠢᠮᠠᠭ, ᠵᠢᠷᠢᠮ ᠠᠢᠮᠠᠭ, ᠵᠣᠣ ᠤᠳᠠ 
ᠠᠢᠮᠠᠭ, ᠶᠡᠬᠡ ᠵᠣᠣ ᠠᠢᠮᠠᠭ